ᠬᠠᠷᠠᠭᠤᠯ ᠵᠠᠩᠬᠢ 2013 ᠲᠡᠮᠡᠴᠡᠭᠡᠨ ᠤ ᠳᠥᠷᠢᠮ
ᠬᠠᠷᠠᠭᠤᠯ ᠵᠠᠩᠬᠢ 2013 ᠲᠡᠮᠡᠴᠡᠭᠡᠨ ᠤ ᠳᠥᠷᠢᠮ
ᠳᠡᠮᠡᠴᠡᠭᠡᠨ ᠨᠢ 4 ᠥᠶᠡ ᠠᠴᠠ ᠪᠥᠷᠢᠳᠬᠥ ᠪᠠ ᠬᠠᠰᠤᠭᠳᠠᠬᠤ ᠵᠢᠷᠤᠮ ᠢᠢᠠᠷ ᠶᠠᠪᠤᠭᠳᠠᠵᠤ ᠢᠯᠠᠭᠴᠢ ᠢᠢ ᠲᠤᠳᠤᠷᠠᠭᠤᠯᠤᠨᠠ᠃
ᠲᠡᠮᠡᠴᠡᠭᠡᠨ ᠤ ᠳᠥᠷᠢᠮ ᠢ ᠡᠨᠳᠥ ᠡᠴᠡ ᠲᠠᠲᠠᠵᠤ ᠠᠪᠠᠨᠠ ᠤᠤ!
ᠲᠡᠮᠡᠴᠡᠭᠡᠨ ᠤ ᠳᠠᠭᠠᠯᠭᠠᠪᠤᠷᠢ ᠤᠳ
-
ᠨᠢᠭᠡᠳᠥᠭᠡᠷ ᠥᠶᠡ ᠡᠷᠢᠪᠡᠯ ᠤᠯᠳᠠᠨᠠ
ᠡᠨᠡ ᠥᠶᠡ ᠨᠢ ᠰᠥᠯᠵᠢᠶᠡ ᠪᠠᠷ ᠶᠠᠪᠤᠭᠳᠠᠬᠤ ᠪᠠ ᠤᠷᠢᠳᠴᠢᠯᠠᠨ ᠪᠡᠯᠡᠳᠬᠡᠭ᠌ᠭᠰᠡᠨ ᠠᠰᠠᠭᠤᠯᠳᠠ ᠳᠤ ᠬᠠᠷᠢᠭᠤᠯᠠᠬᠤ᠂ ᠨᠢᠭᠤᠴᠠᠯᠠᠯ ᠢ ᠲᠠᠢᠢᠯᠬᠤ᠂ ᠹᠠᠢᠢᠯ ᠳᠤ ᠰᠢᠨᠵᠢᠯᠡᠭᠡ ᠬᠢᠭᠥ᠂ ᠮᠡᠳᠡᠭᠡᠯᠡᠯ ᠢ ᠰᠡᠷᠭᠥᠭᠡᠭᠥ ᠳᠠᠭᠠᠯᠭᠠᠪᠤᠷᠢ ᠤᠳ ᠠᠴᠠ ᠲᠤᠭᠲᠠᠨᠠ᠃ ᠥᠷᠭᠥᠯᠵᠢᠯᠡᠬᠥ ᠬᠤᠭᠤᠴᠠᠭᠠ 8 ᠴᠠᠭ ᠪᠠ ᠬᠠᠮᠤᠭ ᠤᠨ ᠥᠨᠳᠥᠷ ᠤᠨᠤᠭᠠ ᠠᠪᠤᠭᠰᠠᠨ 12 ᠪᠠᠭ ᠳᠠᠷᠠᠭᠠ ᠢᠢᠨ ᠱᠠᠲᠤᠨ ᠳᠤ ᠤᠷᠤᠯᠴᠠᠬᠤ ᠡᠷᠬᠡ ᠲᠡᠢ ᠪᠤᠯᠤᠨᠠ᠃
-
ᠬᠤᠶᠠᠳᠤᠭᠠᠷ ᠥᠶᠡ ᠮᠤᠩᠭ᠋ᠤᠯ ᠤᠨ ᠨᠢᠭᠤᠴᠠ ᠲᠤᠪᠴᠢᠶᠠ
ᠡᠨᠡ ᠥᠶᠡ ᠨᠢ ᠲᠤᠰᠬᠠᠢᠢᠯᠠᠨ ᠪᠡᠯᠡᠳᠥᠭᠰᠡᠨ ᠲᠠᠩᠬᠢᠮ ᠳᠤ ᠶᠠᠪᠤᠭᠳᠠᠬᠤ ᠪᠠ ᠰᠢᠰᠲ᠋ᠸᠮ ᠳᠡᠬᠢ ᠰᠤᠯᠠ ᠲᠠᠯᠠ᠂ ᠴᠤᠭᠤᠷᠤᠬᠠᠢ ᠢ ᠰᠢᠨᠵᠢᠯᠡᠨ ᠮᠡᠳᠡᠭᠡᠯᠡᠯ ᠢ ᠢᠯᠡᠷᠡᠭᠥᠯᠤᠥ ᠤᠯᠵᠤ ᠠᠪᠠᠬᠤ ᠵᠤᠷᠢᠯᠭᠠᠲᠠᠢ᠃ ᠥᠷᠭᠥᠯᠵᠢᠯᠡᠬᠥ ᠬᠤᠭᠤᠴᠠᠭᠠ 3 ᠴᠠᠭ᠂ ᠬᠠᠮᠤᠭ ᠤᠨ ᠥᠨᠳᠥᠷ ᠤᠨᠤᠭᠠ ᠠᠪᠤᠭᠰᠠᠨ 4 ᠪᠠᠭ ᠬᠠᠭᠠᠰ ᠰᠢᠭᠰᠢᠶᠡ ᠲᠤᠭᠯᠠᠯᠳᠠ ᠳᠤ ᠤᠷᠤᠬᠤ ᠡᠷᠬᠡ ᠠᠪᠤᠨᠠ᠃
-
3-ᠷ ᠥᠶᠡ: ᠢᠯᠳᠥ ᠪᠠᠮᠪᠠᠢ
ᠡᠨᠡ ᠥᠶᠡ ᠨᠢ ᠲᠤᠰᠬᠠᠢᠢᠯᠠᠨ ᠪᠡᠯᠡᠳᠥᠭᠰᠡᠨ ᠲᠠᠩᠬᠢᠮ ᠳᠤ ᠶᠠᠪᠤᠭᠳᠠᠬᠤ ᠪᠠ ᠵᠢᠩᠬᠡᠨᠡ ᠪᠤᠳᠢᠳᠠᠢ ᠻᠢᠪᠸᠷ ᠳᠤᠪᠳᠤᠯᠭᠠᠨ ᠤ ᠬᠠᠮᠭᠠᠯᠠᠯᠳᠠ ᠢ ᠭᠥᠢᠴᠡᠳᠭᠡᠬᠥ ᠪᠤᠯᠤᠮᠵᠢ ᠪᠠᠷ ᠬᠠᠩᠭ᠋ᠠᠨᠠ᠃ᠥᠪᠡᠷ ᠤᠨ ᠬᠠᠮᠠᠭᠠᠯᠠᠬᠤ ᠶᠤᠰᠤᠳᠠᠢ ᠬᠤᠰᠲ ᠤᠨ ᠠᠯᠳᠠᠭᠠ ᠢᠢ ᠢᠯᠡᠷᠡᠭᠥᠯᠥᠨ ᠲᠤᠬᠢᠷᠠᠬᠤ ᠨᠢᠭᠤᠴᠠᠯᠠᠯ ᠬᠠᠮᠭᠠᠯᠠᠯᠳᠠ ᠢ ᠬᠡᠷᠡᠭᠵᠢᠭᠥᠯᠬᠥ᠂ ᠲᠡᠨᠳᠡ ᠠᠵᠢᠯᠯᠠᠵᠤ ᠪᠠᠢᠢᠭᠠ ᠴᠢᠬᠤᠯᠠ ᠮᠡᠳᠡᠭᠡᠯᠡᠯ᠂ ᠥᠢᠯᠡᠴᠢᠯᠡᠭᠡᠨ ᠤ ᠠᠶᠤᠯ ᠥᠭᠡᠢ ᠨᠠᠢᠳᠠᠪᠤᠷᠢ ᠲᠠᠢ ᠪᠠᠢᠢᠳᠠᠯ ᠢ ᠬᠠᠩᠭ᠋ᠠᠬᠤ ᠵᠠᠮ ᠢᠢᠠᠷ ᠬᠤᠰᠲ ᠢ ᠡᠰᠷᠭᠥ ᠪᠠᠭ ᠤᠨ ᠳᠠᠭᠠᠷᠢᠯᠳᠠ ᠠᠴᠠ ᠬᠠᠮᠠᠭᠠᠯᠠᠬᠤ ᠮᠥᠨ ᠡᠰᠷᠭᠥ ᠪᠠᠭ ᠤᠨ ᠬᠠᠮᠭᠠᠯᠠᠯᠳᠠ ᠢᠢᠨ ᠰᠢᠰᠲ᠋ᠸᠮ ᠳᠥ ᠨᠡᠪᠳᠡᠷᠡᠵᠤ ᠳᠠᠭᠠᠯᠭᠠᠪᠤᠷᠢ ᠢᠢ ᠭᠥᠢᠴᠡᠳᠭᠡᠨᠡ᠃ ᠥᠷᠭᠥᠯᠵᠢᠯᠡᠬᠥ ᠬᠤᠭᠤᠴᠠᠭᠠ 2 ᠴᠠᠭ᠂ ᠬᠠᠮᠤᠭ ᠤᠨ ᠥᠨᠳᠥᠷ ᠤᠨᠤᠭᠠ ᠠᠪᠤᠭᠰᠠᠨ 2 ᠪᠠᠭ ᠰᠢᠭᠰᠢᠶᠡ ᠲᠤᠭᠯᠠᠯᠳᠠ ᠳᠤ ᠤᠷᠤᠬᠤ ᠡᠷᠬᠡ ᠠᠪᠬᠤ ᠪᠠ ᠬᠤᠵᠢᠭᠳᠠᠭᠰᠠᠨ 2 ᠪᠠᠭ ᠨᠢ ᠤᠨᠤᠭᠠ ᠪᠠᠷ ᠢᠢᠠᠨ ᠲᠤᠰᠬᠠᠢ ᠪᠠᠢᠢᠷ 3-ᠷ ᠪᠠᠢᠢᠷ ᠲᠤᠰ ᠲᠤᠰ ᠡᠵᠡᠯᠡᠨᠡ᠃
-
4-ᠷ ᠥᠶᠡ: ᠤᠷᠭᠢᠯ ᠥᠭᠡᠳᠡ
ᠡᠨᠡ ᠥᠶᠡ ᠨᠢ ᠲᠤᠰᠬᠠᠢᠢᠯᠠᠨ ᠪᠡᠯᠡᠳᠥᠭᠰᠡᠨ ᠲᠠᠩᠬᠢᠮ ᠳᠤ ᠶᠠᠪᠤᠭᠳᠠᠬᠤ ᠪᠠ ᠳ᠋ᠠᠲ᠋ᠠ ᠲᠡᠭᠡᠷᠡ ᠰᠢᠨᠵᠢᠯᠡᠭᠡ ᠬᠢᠵᠥ ᠠᠯᠳᠠᠭᠳᠠᠭᠰᠠᠨ ᠮᠡᠳᠡᠭᠡᠯᠡᠯ᠂ ᠰᠢᠯᠲᠠᠭᠠᠨ᠂ ᠬᠡᠷᠬᠢᠨ ᠵᠠᠰᠠᠪᠤᠷᠢᠯᠠᠬᠤ᠂ ᠬᠡᠪ ᠤᠨ ᠠᠵᠢᠯᠯᠠᠭᠠᠨ ᠳᠤ ᠤᠷᠤᠭᠤᠯᠬᠤ ᠲᠤᠬᠠᠢ ᠮᠡᠳᠡᠭᠡᠯᠡᠵᠤ ᠬᠤᠯᠪᠤᠭᠳᠠᠬᠤ ᠠᠵᠢᠯᠯᠠᠭᠠ ᠢᠢ ᠭᠥᠢᠴᠡᠳᠭᠡᠬᠥ᠂ ᠥᠷᠭᠥᠯᠵᠢᠯᠡᠬᠥ ᠬᠤᠭᠤᠴᠠᠭᠠ 2 ᠴᠠᠭ᠂ ᠬᠠᠮᠤᠭ ᠤᠨ ᠥᠨᠳᠥᠷ ᠤᠨᠤᠭᠠ ᠠᠪᠤᠭᠰᠠᠨ ᠪᠠᠭ ᠨᠢ ᠲᠡᠮᠡᠴᠡᠭᠡᠨ ᠤ ᠠᠪᠤᠷᠭᠤ ᠢᠢᠨ ᠪᠤᠯᠵᠤᠯ ᠬᠠᠩᠭ᠋ᠠᠬᠤ ᠪᠠ ᠨᠥᠭᠥᠭᠡ ᠪᠠᠭ ᠨᠢ ᠳᠡᠳ᠋ ᠪᠠᠢᠢᠷ ᠢ ᠡᠵᠡᠯᠡᠨᠡ᠃